ᠪᠢᠳᠡᠨ᠎ᠦ ᠲᠤᠬᠠᠢ ᠪᠢᠳᠡ ᠒᠐᠐᠘ ᠣᠨ᠎ᠠᠴᠠ ᠬᠣᠶᠢᠰᠢ ᠮᠣᠩᠭᠣᠯ ᢈᠡᠯᠡᠨ᠎ᠦ ᠴᠠᢈᠢᠮ ᠪᠤᠶᠤ ᠻᠣᠮᠫᠢᠶᠦᠲ᠋ᠧᠷ ᠪᠣᠯᠪᠠᠰᠤᠷᠠᠭᠤᠯᠤᠯᠲᠠ᠎ᠪᠠᠷ ᠳᠠᠩᠨᠠᠨ ᠠᠵᠢᠯᠯᠠᠵᠤ᠂ ᠬᠠᠮᠤᠭ᠎ᠤᠨ ᠠᠩᠬᠠᠨ᠎ᠤ ᠮᠣᠩᠭᠣᠯ ᢈᠡᠯᠡᠨ᠎ᠦ ᠮᠣᠷᠹᠤᠯᠤᢉᠢ᠎ᠶᠢᠨ ᠠᠦᠲ᠋ᠤᠮᠠᠲ᠂ ᠬᠠᠮᠤᠭ᠎ᠤᠨ ᠠᠩᠬᠠᠨ᠎ᠤ ᠪᠦᠷᠢᠨ ᠠᠦᠲ᠋ᠤᠮᠠᠲ ᠮᠡᠳᠡᢉᠡᠯᠡᠯ᠎ᠦᠨ ᠮᠣᠨᠢᠲ᠋ᠤᠷᠢᠩ᠎ᠤᠨ ᠰᠢᠰᠲ᠋ᠧᠮ᠂ ᠠᠦ᠋ᠲ᠋ᠣᠮᠠᠲ ᠲᠷᠧᠨ᠋ᠳ᠋ ᠣᠯᠬᠤ ᠰᠢᠰᠲ᠋ᠧᠮ᠂ ᠬᠠᠮᠤᠭ᠎ᠤᠨ ᠠᠩᠬᠠᠨ᠎ᠤ ᠶᠠᠷᠢᠶ᠎ᠠ᠎ᠶᠢ ᠪᠢᠴᠢᠪᠦᠷᠢ᠎ᠳᠦ ᠪᠠᠭᠤᠯᠭᠠᠬᠤ ᠪᠣᠯᠬᠤ᠂ ᠪᠢᠴᠢᠪᠦᠷᠢ᠎ᠶᠢ ᠶᠠᠷᠢᠶᠠᠨ᠎ᠳᠤ ᢈᠥᠷᠪᠡᢉᠦᠯᢈᠦ ᠰᠢᠰᠲ᠋ᠧᠮ᠎ᠢ ᢈᠥᢉᠵᠢᢉᠦᠯᠵᠦ᠂ ᠵᠠᠬ᠎ᠠ ᠵᠡᢉᠡᠯᠢ᠎ᠳᠦ ᠭᠠᠷᠭᠠᠭᠠᠳ ᠪᠠᠶᠢᠨ᠎ᠠ᠃ ᠮᠥᠨ ᠣᠳᠤ᠎ᠪᠠᠷ ᠮᠣᠩᠭᠣᠯ ᢈᠡᠯᠡᠨ᠎ᠦ ᠬᠠᠮᠤᠭ᠎ᠤᠨ ᠲᠣᠮᠤ ᠥᢉᠦᠯᠡᠪᠦᠷᠢ᠎ᠶᠢᠨ ᢈᠥᠮᠦᠷᢉᠡ᠎ᠶᠢᠨ ᠡᠵᠡᠮᠰᠢᠵᠦ ᠪᠠᠶᠢᠨ᠎ᠠ᠃
ᠪᠢᠳᠡᠨ᠎ᠦ ᠲᠡᠦᢈᠡ ᠡᠨᠡ ᠨᠢ ᠤᠷᠢᠳᠠ ᠡᠮᠦᠨ᠎ᠡ ᢈᠡᠵᠢᠶ᠎ᠡ ᠴᠤ ᢈᠢᢉᠳᠡᠵᠦ ᠪᠠᠶᠢᠭ᠎ᠠ᠎ᠦᢉᠡᠢ ᠵᠦᠢᠯ᠎ᠢ ᢈᠢᢈᠦ ᢉᠡᠰᠡᠨ ᠣᠷᠤᠯᠳᠤᠯᠭ᠎ᠠ ᠪᠥᢉᠡᠳ ᠡᠨᠡ ᠨᠢ ᠳᠡᠯᠡᢈᠡᠢ ᠳᠠᢈᠢᠨ᠎ᠳᠤ ᠰᠢᠨᠡᠯᠢᢉ ᠰᠡᠳᢈᠢᠯᢉᠡ᠂ ᠰᠢᠨ᠎ᠡ ᠰᠢᠶᠢᠳᠦᠯ ᢈᠡᠷᠡᢉᠲᠡᠢ ᠪᠠᠶᠢᠭ᠎ᠠ ᠴᠠᠭ ᠦᠶ᠎ᠡ᠎ᠳᠦ ᠢᠷᠡᠵᠦ ᠪᠠᠶᠢᠨ᠎ᠠ᠂ ᠡᠩ᠎ᠦᠨ᠎ᠢᠶᠡᠷ ᢈᠡᠯᠡᠪᠡᠯ᠂ bolorsoft ᠨᠢ ᠲᠣᠮᠤ ᠮᠥᠷᠦᢉᠡᠳᠦᠯ᠎ᠲᠡᠢ᠂ ᠲᠣᠭᠲᠠᠪᠤᠷᠢᠲᠠᠢ ᠠᠮᠢᠳᠤᠷᠠᠬᠤ᠂ ᠰᠤᠷᠤᠯᠴᠠᠬᠤ᠂ ᠪᠣᠯᠪᠠᠰᠤᠷᠠᠯ ᠣᠯᠭᠤᠬᠤ ᠰᠢᠨ᠎ᠡ ᠲᠧᠻᠨᠤᠯᠤᢉᠢ᠎ᠶᠢ ᠪᠦᠲᠦᢉᠡᢈᠦ ᠠᠵᠢᠯ᠎ᠤᠨ ᠨᠢᢉᠡ ᢈᠡᠰᠡᢉ ᠪᠣᠯᠬᠤ ᢈᠦᠰᠡᠯ᠎ᠲᠡᠢ ᢈᠦᠮᠦᠰ᠎ᠦᠨ ᠣᠴᠢᠬᠤ ᠭᠠᠵᠠᠷ᠂ ᢉᠡᠷ ᠪᠠᠶᠢᠬᠤ ᠪᠣᠯᠤᠨ᠎ᠠ᠂
T᠃ᠲᠡᢉᠦᠯᠳᠡᠷ ᠲᠧᠻᠨᠤᠯᠤᢉᠢ ᠬᠠᠷᠢᠭᠤᠴᠠᠭᠰᠠᠨ ᠵᠠᢈᠢᠷᠤᠯ
ᠠ᠃ᠬᠠᠯᠢᠭᠤᠨ ᠪᠢᠽᠢᠨᠧᠰ ᢈᠥᢉᠵᠢᠯ᠎ᠦᠨ ᠮᠧᠨᠧᠵᠧᠷ
ᠴᠤ᠃ᠪᠢᠯᠢᢉᠦᠨ ᢈᠢᠮᠡᠯ ᠣᠶᠤᠨ᠎ᠤ ᠪᠠᠭ᠎ᠤᠨ ᠠᠬᠠᠯᠠᠭᠴᠢ
᠎ᠳᠤ᠃ᠨᠢᠩᠵᠢᠪᠠᠳᠮ᠎ᠠ ᠦᠶᠢᠯᠡ ᠠᠵᠢᠯᠯᠠᠭ᠎ᠠ ᠬᠠᠷᠢᠭᠤᠴᠠᠭᠰᠠᠨ ᠵᠠᢈᠢᠷᠤᠯ
ᠴᠥ᠃ᠪᠠᠲᠤ ᠣᠷᢉᠢᠯ ᠠᠬᠠᠯᠠᠬᠤ ᢈᠥᢉᠵᠢᢉᠦᠯᠦᢉᠴᠢ
ᠰ᠃ ᠪᠠᠳᠠᠷᠠᠯ ᢉᠦᠶᠢᠴᠡᠳᢈᠡᢈᠦ ᠵᠠᢈᠢᠷᠤᠯ᠂ ᠡᢉᠦᠰᢈᠡᠨ ᠪᠠᠶᠢᠭᠤᠯᠤᠭᠴᠢ
ᠰ᠃ᠪᠠᠲᠤᠰᠦ᠋ᢈᠡ ᠰᠠᠩᢈᠦᠦ᠎ᠶᠢᠨ ᠮᠧᠨᠧᠵᠧᠷ
᠎ᠳᠤ᠃ᠨᠡᠷᠡᢉᠦᠢ ᠠᠬᠠᠯᠠᠬᠤ ᠳᠠᠲ᠋ᠠ ᢈᠥᢉᠵᠢᢉᠦᠯᠦᢉᠴᠢ
ᠪᠢᠳᠡᠨ᠎ᠦ ᠦᠨᠡᠲᠦ ᠵᠦᠶᠢᠯᠡᠰ
ᠪᠠᠭ᠎ᠤᠨ ᠠᠵᠢᠯᠯᠠᠭ᠎ᠠ ᠪᠢᠳᠡ ᠠᠵᠢᠯ᠎ᠳᠤ᠎ᠪᠠᠨ ᠰᠡᠳᢈᠢᠯ᠎ᠢᠶᠡᠨ ᠵᠣᠷᠢᠭᠤᠯᠤᠨ᠂ ᠬᠠᠷᠢᠯᠴᠠᠨ ᠣᠶᠢᠯᠠᠭᠠᠯᠴᠠᠯ᠎ᠢ ᠡᠷᢈᠢᠮᠯᠡᠵᠦ᠂ ᠤᠷᠮ᠎ᠠ ᠵᠣᠷᠢᠭ᠂ ᠦᠷ᠎ᠡ ᠪᠦᠲᠦᢉᠡᠮᠵᠢ᠎ᠶᠢ ᠲᠡᠳᢈᠦᢉᠰᠡᠨ ᠪᠠᠭ᠎ᠤᠨ ᠠᠵᠢᠯᠯᠠᠭ᠎ᠠ ᠪᠢᠳᠡᠨ᠎ᠦ ᠠᠮᠵᠢᠯᠲᠠ᠎ᠶᠢᠨ ᠦᠨᠳᠦᠰᠦ᠃
ᠮᠡᠷᢉᠡᠰᠢᢉᠰᠡᠨ ᠪᠠᠶᠢᠳᠠᠯ ᠣᠯᠠᠨ ᠤᠯᠤᠰ᠎ᠲᠤ ᠮᠡᠷᢉᠡᠰᠢᢉᠰᠡᠨ ᠴᠢᠳᠠᠪᠤᠷᠢᠯᠢᠭ ᠵᠥᠪᠯᠡᢈᠦ᠂ ᠠᠵᠢᠯ᠎ᠢᠶᠠᠨ ᠪᠦᠷᠢᠨ ᠮᠡᠳᠡᠳᠡᢉ᠂ ᠬᠠᠷᠢᠭᠤᠴᠠᠯᠭᠠᠲᠠᠢ᠂ ᠦᠨᠡᠨᠴᠢ ᠪᠠᠭ ᠪᠦᠲᠦᢉᠡᠯᠴᠢ ᠰᠢᢉ̆ᠳᠡᠯ᠂ ᠰᠠᠨᠠᠯ ᠰᠠᠨᠠᠭᠠᠴᠢᠯᠭ᠎ᠠ᠎ᠪᠠᠨ ᠤᠷᠤᠯᠳᠤᠭᠤᠯᠤᠨ᠂ ᠬᠠᠮᠲᠤ᠎ᠳᠠᠭᠠᠨ ᠪᠣᠳᠠᠲᠤ ᠦᠶ᠎ᠡ̆ᠯ ᢈᠡᠷᠡᢉ᠎ᠢ ᠲᠤᠭᠤᠰᠢᠲᠠᠢ ᠪᠦᠲᠦᢉᠡᠨ᠎ᠡ᠃
ᠴᠢᠨᠠᠷ᠎ᠲᠠᠢ ᠪᠠᠶᠢᠳᠠᠯ ᠪᠦᢈᠦᠢ ᠯᠠ ᠪᠦᠲᠦᢉᠡᢉᠳᠡᢈᠦᠨ᠂ ᠦᠢᠯᠡᠴᠢᠯᠡᢉᠡ᠎ᠶᠢ ᢈᠡᠷᠡᢉᠵᠢᢉᠦᠯᢈᠦ᠎ᠳᠦ᠎ᠪᠡᠨ ᠪᠢᠴᠢᢉ ᠪᠠᠷᠢᠮᠲᠠ ᠡᢉᠦᠰᢈᠡᠵᠦ᠂ ᠣᠯᠠᠨ ᠤᠯᠤᠰ᠎ᠤᠨ ᠰᠲ᠋ᠠᠨᠳ᠋ᠠᠷᠲ᠋᠎ᠢ ᠪᠠᠷᠢᠮᠲᠠᠯᠠᠨ ᠢᠨᠵᠧᠨᠧᠷ᠎ᠦᠨ ᠰᠠᢈᠢᠯᠭ᠎ᠠ ᠪᠠᠲᠤ᠎ᠶᠢ ᠴᠢᠩᠳᠠᠯᠠᠨ ᠰᠠᢈᠢᠵᠤ “ᠴᠢᠨᠠᠷ᠎ᠲᠠᠢ᠎ᠠᠴᠠ ᠢᠯᠡᢉᠦᠦ” ᠪᠦᠲᠦᢉᠡᢉᠳᠡᢈᠦᠨ ᠦᠶᠢᠯᠡᠴᠢᠯᠡᢉᠡ᠎ᠶᠢ ᢈᠡᠷᠡᢉᠯᠡᢉᠴᠢᠳ᠎ᠲᠡᢉᠡᠨ ᢈᠦᠷᢈᠡᠨ᠎ᠡ᠃
ᠨᠠᠶᠢᠳᠠᠪᠤᠷᠢᠲᠠᠢ ᠪᠠᠶᠢᠳᠠᠯ ᠪᠢᠳᠡ ᠬᠣᠯᠪᠤᠭᠳᠠᠬᠤ ᠬᠠᠤᠯᠢ᠂ ᠳᠦᠷᠢᠮ ᠵᠢᠷᠤᠮ᠎ᠢ ᠳᠡᢉᠡᠳᠦᠯᠡᠨ ᠰᠠᢈᠢᠵᠤ᠂ ᢈᠡᠷᠡᢉᠯᠡᢉᠴᠢᠳ᠎ᠲᠦ᠎ᠪᠡᠨ ᠮᠡᠳᠡᠯᢉᠡ᠂ ᠴᠢᠳᠠᠪᠤᠷᠢ᠂ ᠲᠤᠷᠰᠢᠯᠭᠠᠳ ᠲᠤᠯᠭᠠᠭᠤᠷᠢᠯᠠᠨ ᠰᠢᠳᠤᠷᠭᠤ᠂ ᠬᠠᠷᠢᠭᠤᠴᠠᠯᠭᠠᠲᠠᠢ᠂ ᠨᠠᠶᠢᠳᠠᠪᠤᠷᠢᠲᠠᠢ ᠪᠠᠶᠢᠳᠠᠯ᠎ᠢ ᠢᠲᠡᢉᠡᠯ᠎ᠲᠡᠢ᠎ᠪᠡᠷ ᠠᠮᠠᠯᠠᠨ᠎ᠠ᠃
ᠬᠠᠷᠢᠯᠴᠠᠭᠴᠢ ᠪᠠᠶᠢᠭᠤᠯᠤᠯᠭ᠎ᠠ᠎ᠨᠤᠭᠤᠳ ᠲᠥᠷᠦ᠎ᠶᠢᠨ ᠪᠣᠯᠤᠨ ᠬᠤᠪᠢ᠎ᠶᠢᠨ ᢈᠡᠪᠰᠢᠯ᠎ᠦᠨ ᠲᠣᠮᠤᠬᠠᠨ ᠪᠠᠶᠢᠭᠤᠯᠤᠯᠭ᠎ᠠ᠎ᠨᠤᠭᠤᠳ᠎ᠲᠠᠢ ᠬᠠᠮᠲᠤᠷᠠᠨ ᠠᠵᠢᠯᠯᠠᠵᠤ ᠪᠠᠶᠢᠨ᠎ᠠ᠃